故乡(Demo)
  歌手:准噶尔乐队
  所属专辑:故乡(demo)
  发行时间:2019.05.03
  发行公司:
作词 : 甫尔布加甫
作曲 : 准噶尔乐队
ᠮᠢᠨᠤ ᠦᠯᠤᠭᠡᠢ
ᠬᠠᠷᠭᠠᠢ ᠽᠠᠨᠳᠠᠨ ᠮᠣᠳᠣ ᠪᠡᠷ ᠭᠡᠭᠰᠡᠨ ᠲᠣᠪᠰᠢᠭᠤᠷ ᠶᠤ᠋ ᠪᠡᠨ ᠬᠠᠩᠬᠢᠨᠠᠭᠤᠯᠤᠨ
ᠤᠷᠭᠤᠭ᠎ᠠ ᠽᠠᠨᠳᠠᠨ ᠮᠣᠳᠣ ᠪᠠᠷ ᠭᠡᠭᠰᠡᠨ ᠬᠤᠭᠤᠷ ᠶᠤ᠋ ᠪᠡᠨ ᠡᠭᠰᠢᠭᠡᠯᠡᠭᠥᠯᠤᠨ
ᠠᠭᠤᠳᠠᠮ ᠴᠡᠯᠭᠡᠷ ᠨᠤᠲᠤᠭ ᠶᠤ᠋ ᠤ ᠪᠡᠨ ᠣᠩᠭᠤᠨ ᠳᠦᠷᠢ᠂ ᠳᠠᠭᠰᠢᠨ ᠰᠦᠷ ᠶᠢ
ᠡᠭᠦᠷᠢᠳᠡ  ᠶᠢᠨ  ᠮᠥᠩᠬᠡᠳᠡ᠂ ᠪᠤᠶᠠᠨ ᠤ ᠵᠦᠭ ᠲᠦ ᠬᠡᠰᠢᠭ ᠲᠠᠢ ᠪᠠᠢᠬᠤ ᠶᠢ ᠢᠷᠤᠭᠡᠶ᠎ᠠ
ᠰᠠᠷᠭᠠᠢ ᠬᠡ ᠲᠠᠢ ᠪᠢᠰᠢᠮᠡᠳ ᠬᠣᠷᠮᠤᠢ ᠪᠡᠶ᠎ᠡ ᠶᠤ᠋ ᠪᠡᠨ ᠮᠣᠰᠬᠢᠯᠳᠠᠭᠤᠯᠤᠨ
ᠢᠷᠭᠠᠢ ᠬᠡᠴᠡ ᠲᠠᠢ ᠰᠠᠷᠤᠭ ᠲᠡᠬᠡ ᠨᠢ ᠰᠠᠪᠤᠷᠳᠡᠩ ᠪᠡᠨ ᠨᠠᠬᠢᠯᠵᠢᠭᠤᠯᠤᠨ
ᠬᠠᠩᠭᠠᠢ ᠨᠠᠢ᠌ᠮᠠᠨ ᠠᠭᠤᠯᠠᠨ ᠶᠢᠨ ᠤ ᠪᠡᠨ ᠨᠠᠪᠳᠠᠭ ᠷᠢᠳᠢ ᠰᠠᠪᠳᠠᠭ ᠰᠢᠳᠢ ᠨᠢ
ᠡᠭᠦᠷᠢᠳᠡ  ᠶᠢᠨ  ᠮᠥᠩᠬᠡᠳᠡ᠂ ᠪᠤᠶᠠᠨ ᠤ ᠵᠦᠭ ᠲᠦ ᠬᠡᠰᠢᠭ ᠲᠠᠢ ᠪᠠᠢᠬᠤ ᠶᠢ ᠢᠷᠤᠭᠡᠶ᠎ᠠ
ᠬᠠᠢᠯᠠᠨ ᠳᠠᠭᠤᠯᠠᠶ᠎ᠠ ᠬᠠᠢᠷᠠᠲᠠᠢ ᠨᠤᠲᠤᠭ ᠤᠨ
ᠬᠠᠩᠭᠠᠢ ᠶᠢᠨ ᠰᠠᠢᠬᠠᠨ ᠶᠢ ᠠ᠋
ᠬᠠᠶᠠᠯᠡᠨ ᠳᠠᠭᠤᠳᠠᠶ᠎ᠠ ᠬᠠᠢᠷᠠᠲᠠᠢ ᠣᠷᠣᠨ ᠤ ᠪᠡᠨ
ᠵᠢᠷᠭᠠᠯᠡᠩᠲᠤ ᠪᠥᠬᠥᠨ ᠶᠢ ᠠ᠋
ᠬᠠᠢᠯᠠᠨ ᠳᠠᠭᠤᠯᠠᠶ᠎ᠠ ᠬᠠᠢᠷᠠᠲᠠᠢ ᠨᠤᠲᠤᠭ ᠤᠨ
ᠬᠠᠩᠭᠠᠢ ᠶᠢᠨ ᠰᠠᠢᠬᠠᠨ ᠶᠢ ᠠ᠋
ᠬᠠᠶᠠᠯᠡᠨ ᠳᠠᠭᠤᠳᠠᠶ᠎ᠠ ᠬᠠᠢᠷᠠᠲᠠᠢ ᠣᠷᠣᠨ ᠤ ᠪᠡᠨ
ᠵᠢᠷᠭᠠᠯᠡᠩᠲᠤ ᠪᠥᠬᠥᠨ ᠶᠢ ᠠ᠋
ᠪᠤᠮᠪᠠ ᠶᠢᠨ ᠣᠷᠣᠨ ᠤ ᠠᠭᠤᠳᠠᠮ ᠲᠠᠯ᠎ᠠ ᠪᠡᠷ ᠪᠤᠳᠡᠯᠡ ᠴᠡᠴᠡᠭ ᠨᠢ ᠠᠯᠠᠭᠯᠠᠩᠬᠠᠨ
ᠪᠤᠭᠤᠷᠤᠯ ᠭᠣᠪᠢ ᠪᠥᠢᠷ ᠴᠦᠢᠷᠦᠮ ᠳᠥ ᠬᠠᠨᠳᠠᠭᠠᠢ ᠪᠤᠭᠤ ᠨᠢ ᠰᠥᠷᠤᠭ᠍ᠯᠠᠩᠬᠡᠨ
ᠡᠩᠭᠢᠷ ᠭᠣᠣᠯ ᠢᠶᠡᠨ ᠳᠠᠭᠠᠨ ᠪᠡᠯᠴᠢᠬᠦ ᠡᠷᠳᠠᠨᠢ ᠭᠦᠷᠦᠭᠡ ᠲᠠᠨᠠᠨ᠎ᠠ ᠰᠥᠷᠤᠩ ᠨᠢ
ᠡᠭᠦᠷᠢᠳᠡ  ᠶᠢᠨ ᠮᠥᠩᠬᠡᠳᠡ᠂ ᠥᠨᠢᠳᠡ ᠶᠢᠨ ᠴᠠᠭ ᠲᠦ ᠲᠠᠩᠰᠤᠭ ᠪᠠᠢᠬᠤ ᠶᠢ ᠢᠷᠤᠭᠡᠶ᠎ᠠ
ᠡᠭᠦᠯᠡᠨ ᠬᠡ ᠲᠠᠢ ᠦᠷᠭᠦᠭᠡ ᠭᠡᠷ  ᠪᠡᠷ ᠦᠷᠡᠨ ᠰᠠᠳᠤᠨ ᠨᠢ ᠦᠷᠡᠵᠢᠨ ᠨᠠᠯᠠᠭᠰᠠᠨ
ᠥᠨᠢᠷ ᠪᠠᠶᠠᠨ ᠥᠳᠬᠡᠨ ᠬᠢᠰᠢᠭ ᠨᠢ ᠥᠯᠵᠡᠢ ᠪᠤᠶᠠᠨ ᠢᠶᠡᠷ ᠬᠤᠷᠠᠨ ᠲᠣᠭᠲᠠᠭᠰᠠᠨ
ᠬᠠᠮᠤᠭ ᠲᠠᠩᠭᠠᠴᠢ ᠨᠢ ᠵᠢᠷᠭᠠᠵᠤ  ᠪᠠᠢᠳᠠᠭ ᠮᠥᠷᠡᠨ ᠭᠣᠣᠯ ᠠᠭᠤᠯᠠ ᠬᠠᠢᠷᠬᠠᠨ
ᠭᠠᠯᠪᠠ ᠶᠢᠨ ᠲᠦᠢᠯ᠂ ᠭᠠᠵᠢᠳ ᠤᠨ ᠳᠤᠮᠳᠠ ᠪᠤᠶᠡᠨᠲᠠᠢ ᠪᠠᠢᠬᠤ ᠶᠢ ᠢᠷᠤᠭᠡᠶ᠎ᠠ
ᠬᠠᠢᠯᠠᠨ ᠳᠠᠭᠤᠯᠠᠶ᠎ᠠ ᠬᠠᠢᠷᠠᠲᠠᠢ ᠨᠤᠲᠤᠭ ᠤᠨ
ᠬᠠᠩᠭᠠᠢ ᠶᠢᠨ ᠰᠠᠢᠬᠠᠨ ᠶᠢ ᠠ᠋
ᠬᠠᠶᠠᠯᠡᠨ ᠳᠠᠭᠤᠳᠠᠶ᠎ᠠ ᠬᠠᠢᠷᠠᠲᠠᠢ ᠣᠷᠣᠨ ᠤ ᠪᠡᠨ
ᠵᠢᠷᠭᠠᠯᠡᠩᠲᠤ ᠪᠥᠬᠥᠨ ᠶᠢ ᠠ᠋
ᠬᠠᠢᠯᠠᠨ ᠳᠠᠭᠤᠯᠠᠶ᠎ᠠ ᠬᠠᠢᠷᠠᠲᠠᠢ ᠨᠤᠲᠤᠭ ᠤᠨ
ᠬᠠᠩᠭᠠᠢ ᠶᠢᠨ ᠰᠠᠢᠬᠠᠨ ᠶᠢ ᠠ᠋
ᠬᠠᠶᠠᠯᠡᠨ ᠳᠠᠭᠤᠳᠠᠶ᠎ᠠ ᠬᠠᠢᠷᠠᠲᠠᠢ ᠣᠷᠣᠨ ᠤ ᠪᠡᠨ
ᠵᠢᠷᠭᠠᠯᠡᠩᠲᠤ ᠪᠥᠬᠥᠨ ᠶᠢ ᠠ᠋

  • 最新发布专辑推荐
←回首页  m.geci9999.com   回顶部 ↑
流行歌曲歌词免费下载 电脑版