《节日的祝福》ᠢᠷᠦᠭᠡᠯ ᠰᠡᠷᠭᠦᠭᠰᠡᠨ ᠪᠠᠶᠠᠷ
  歌手:娜日莎
  所属专辑:娜日莎作品集
  发行时间:2021.02.23
  发行公司:
作词 : 锡林宝乐尔
作曲 : 呼戈
ᠦᠭᠡ ᠄ ᠱ  ᠭᠦᠷᠦᠪᠠᠽᠠᠷ
ᠠᠶ᠎ᠠ   ᠄   ᠯ  ᠪᠠᠯᠾᠬᠠᠵᠠᠪ
ᠳᠠᠭᠤᠴᠢᠨ ᠄     ᠨᠠᠷᠠᠰᠤ
ᠶᠢᠰᠦᠨ ᠥᠩᠭᠡ ᠶ᠋ᠢᠨ  ᠰᠢᠯᠭᠢᠬᠦ  ᠳ᠋ᠦ᠍ ᠨᠠᠷᠠᠨ ᠪᠠᠶᠠᠰᠤᠯ ᠲᠠᠢ
ᠢᠷᠦᠭᠡᠯ ᠨᠥᠮᠥᠷᠦᠭᠰᠡᠨ ᠡᠪᠦᠭᠡᠳ ᠬᠥᠭᠵᠢᠬᠦ ᠳ᠋ᠦ᠍ ᠨᠠᠰᠤᠨ ᠪᠤᠶᠠᠨ ᠲᠠᠢ
ᠥᠯᠵᠡᠢ ᠬᠡ ᠲᠡᠢ ᠠᠰᠠᠷ ᠲᠡᠷᠪᠡᠬᠦ ᠲᠡᠨᠵᠢ ᠵᠢᠪᠬᠤᠭ᠎ᠠ ᠲᠠᠢ
ᠥᠷᠭᠡᠨ  ᠲᠦᠮᠡᠨ  ᠤᠯᠠᠨ  ᠢᠶ᠋ᠠᠷ ᠨᠠᠭᠠᠳᠬᠤ ᠳ᠋ᠤ᠌ ᠲᠡᠯᠡᠬᠡᠢ ᠵᠢᠷᠭᠠᠯ ᠲᠠᠢ

ᠡᠪᠦᠭᠡᠨ ᠬᠤᠭᠤᠷ  ᠤᠨ ᠴᠢᠪᠬᠠᠳᠠᠰᠤ ᠲᠤᠷᠭᠢᠬᠤ ᠳ᠋ᠤ᠌ ᠬᠥᠨᠳᠡᠢ ᠡᠭᠡᠰᠢᠭ ᠲᠡᠢ
ᠥᠨᠢᠷ ᠤᠯᠠᠨ ᠴᠣᠭ  ᠢᠶ᠋ᠠᠷ ᠪᠥᠵᠢᠬᠦ ᠳ᠋ᠦ᠍ ᠬᠥᠭᠵᠢᠯ ᠪᠠᠶᠠᠷ ᠲᠠᠢ
ᠤᠷᠠᠨ ᠰᠤᠭᠤ ᠥᠬᠢᠳ ᠪᠥᠵᠢᠬᠦ ᠳ᠋ᠦ᠍ ᠰᠠᠯᠬᠢᠨ ᠬᠦᠭ ᠲᠠᠢ
ᠤᠳᠤᠮ ᠴᠢᠩᠭ᠎ᠠ ᠪᠥᠬᠡᠴᠦᠳ ᠳᠡᠪᠢᠬᠦ ᠳ᠋ᠦ᠍ ᠠᠰᠠᠷ ᠨᠠᠶ᠋ᠢᠭᠤᠭᠠᠰᠤᠲᠠᠢ

ᠨᠠᠭᠠᠳᠤᠮ ᠴᠡᠩᠭᠡᠯ ᠮᠢᠨᠢ ᠬᠥᠭᠵᠢᠯ ᠬᠥᠷ ᠲᠡᠢ ᠨᠠᠢ᠍ᠮᠠᠨ ᠲᠠᠲᠠᠯᠭᠠᠲᠤ ᠬᠤᠭᠤᠷ ᠮᠢᠨᠢ ᠬᠦᠭ ᠲᠠᠢ ᠪᠠᠨ
ᠵᠠᠭᠤᠨ ᠨᠠᠢᠮᠠᠨ ᠪᠢᠯᠢᠭ ᠲᠡᠭᠰᠢᠷᠡᠵᠦ ᠪᠤᠶᠠᠨ ᠬᠣᠲᠠᠯᠠᠨ᠎ᠠ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ

ᠵᠠᠭᠤᠨ ᠥᠩᠭᠡ ᠶ᠋ᠢᠨ ᠲᠣᠷᠭ᠎ᠠ ᠠᠯᠠᠭᠯᠠᠬᠤ ᠳ᠋ᠤ᠌ ᠬᠥᠨᠳᠡᠢ ᠰᠣᠯᠣᠩᠭ᠎ᠠ ᠲᠠᠢ
ᠵᠤᠨ  ᠤ ᠭᠤᠷᠪᠠᠨ ᠰᠠᠷ᠎ᠠ ᠨᠢ ᠬᠥᠭᠵᠢᠬᠦ ᠳ᠋ᠦ᠍ ᠬᠦᠬᠢᠭᠦᠨ ᠪᠠᠶᠠᠷ ᠲᠠᠢ
ᠡᠷᠲᠡᠨ  ᠦ ᠰᠠᠶ᠋ᠢᠬᠠᠨ ᠳᠡᠷᠭᠡᠳᠡ ᠳᠡᠯᠭᠡᠷᠡᠬᠦ ᠳ᠋ᠦ᠍ ᠵᠠᠩᠰᠢᠯ ᠰᠡᠷᠢᠨ᠎ᠡ ᠳ᠋ᠧ
ᠡᠴᠢᠭᠡ ᠡᠪᠦᠭᠡᠳ  ᠦᠨ ᠶᠣᠰᠣᠪ  ᠪᠠᠨ ᠲᠦᠰᠢᠬᠦ ᠳ᠋ᠦ᠍ ᠵᠠᠶᠠᠭ᠎ᠠ ᠪᠠᠳᠠᠷᠠᠨ᠎ᠠ ᠳ᠋ᠠ
ᠡᠴᠢᠭᠡ ᠡᠪᠦᠭᠡᠳ  ᠦᠨ ᠶᠣᠰᠣᠪ  ᠪᠠᠨ ᠲᠦᠰᠢᠬᠦ ᠳ᠋ᠦ᠍ ᠵᠠᠶᠠᠭ᠎ᠠ ᠪᠠᠳᠠᠷᠠᠨ᠎ᠠ ᠳ᠋ᠠ
ᠨᠠᠭᠠᠳᠤᠮ ᠴᠡᠩᠭᠡᠯ ᠮᠢᠨᠢ ᠬᠥᠭᠵᠢᠯ ᠬᠥᠷ ᠲᠡᠢ ᠨᠠᠢ᠍ᠮᠠᠨ ᠲᠠᠲᠠᠯᠭᠠᠲᠤ ᠬᠤᠭᠤᠷ ᠮᠢᠨᠢ ᠬᠦᠭ ᠲᠠᠢ ᠪᠠᠨ
ᠵᠠᠭᠤᠨ ᠨᠠᠢᠮᠠᠨ ᠪᠢᠯᠢᠭ ᠲᠡᠭᠰᠢᠷᠡᠵᠦ ᠪᠤᠶᠠᠨ ᠬᠣᠲᠠᠯᠠᠨ᠎ᠠ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ
ᠵᠢᠷᠭᠠᠯᠲᠠᠢ ᠲᠦᠮᠡᠨ ᠮᠢᠨᠢ   ᠠᠰᠢᠳᠠ ᠤᠯᠠᠮ
ᠳᠡᠯᠭᠡᠷᠡᠨ᠎ᠡ  ᠁
ᠨᠠᠭᠠᠳᠤᠮ ᠴᠡᠩᠭᠡᠯ ᠮᠢᠨᠢ ᠬᠥᠭᠵᠢᠯ ᠬᠥᠷ ᠲᠡᠢ ᠨᠠᠢ᠍ᠮᠠᠨ ᠲᠠᠲᠠᠯᠭᠠᠲᠤ ᠬᠤᠭᠤᠷ ᠮᠢᠨᠢ ᠬᠦᠭ ᠲᠠᠢ ᠪᠠᠨ
ᠵᠠᠭᠤᠨ ᠨᠠᠢᠮᠠᠨ ᠪᠢᠯᠢᠭ ᠲᠡᠭᠰᠢᠷᠡᠵᠦ ᠪᠤᠶᠠᠨ ᠬᠣᠲᠠᠯᠠᠨ᠎ᠠ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ
ᠵᠢᠷᠭᠠᠯᠲᠠᠢ ᠲᠦᠮᠡᠨ ᠮᠢᠨᠢ ᠠᠰᠢᠳᠠ ᠤᠯᠠᠮ ᠳᠡᠯᠭᠡᠷᠡᠨ᠎ᠡ

  • 最新发布专辑推荐
←回首页  m.geci9999.com   回顶部 ↑
流行歌曲歌词免费下载 电脑版